字体开发测试

ᠬᠠᠮᠠᠷ ᠯᠣᠳᠤᠨ
ᠪᠠᠲᠤᠮᠥ᠋ᠩᠬᠡ
ᠬᠠᠮᠠᠷ ᠯᠣᠳᠤᠨ᠂ ᠴᠢᠪᠠᠭᠠᠨᠴᠠ ᠵᠠᠭᠷᠠᠢᠮ᠎ᠠ ᠭᠡᠪᠡᠯ ᠣᠢᠷ᠎ᠠ ᠲᠥᠰᠦᠷ ᠲᠦ ᠲᠠᠨᠢᠬᠤ ᠦᠭᠡᠢ ᠠᠮᠢᠲᠠᠨ ᠭᠡᠵᠦ ᠪᠠᠢᠬᠤ ᠦᠭᠡᠢ᠃ ᠴᠢᠪᠠᠭᠠᠨᠴᠠ ᠴᠤ ᠶᠠᠭᠠᠮᠠᠢ᠂ ᠴᠢᠪᠠᠭᠠᠨᠴᠠ ᠰᠠᠭᠤᠭᠰᠠᠨ ᠳᠠᠭᠠᠨ ᠲᠡᠭᠡᠵᠦ ᠴᠣᠯᠠᠰᠢᠭᠰᠠᠨ ᠪᠠᠢᠯᠭᠦᠢ᠃ ᠬᠠᠷᠢᠨ ᠯᠣᠳᠤᠨ ᠭᠤᠸᠠᠢ ᠬᠠᠮᠢᠭ᠎ᠠ ᠦᠭᠡᠢ ᠵᠢᠭᠠᠬᠠᠨ ᠶᠠᠭᠤᠮᠠᠨ ᠳᠡᠭᠡᠷ᠎ᠡ ᠠᠭᠤᠷᠯᠠᠳᠠᠭ ᠵᠠᠩ ᠲᠠᠢ᠂ ᠠᠭᠤᠷᠯᠠᠬᠤ ᠪᠣᠯᠭᠠᠨ ᠮᠠᠨᠴᠤᠷᠭᠠᠨ ᠬᠠᠮᠠᠷ ᠨᠢ ᠵᠡᠰ ᠤᠯᠠᠭᠠᠨ ᠪᠣᠯᠲᠠᠯ᠎ᠠ ᠴᠡᠨᠳᠡᠢᠳᠡᠭ ᠢᠶᠡᠷ ᠢᠶᠡᠨ ᠬᠠᠮᠠᠷ ᠯᠣᠳᠤᠨ ᠭᠡᠵᠦ ᠨᠡᠷᠡᠰᠢᠵᠡᠢ᠃
ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ ᠦᠭᠡᠢ ᠬᠡᠯᠡ ᠭᠡᠰᠡᠨ ᠪᠢᠰᠢ ᠦᠦ︖ ᠳᠤᠭᠤᠢ ᠯᠠ ᠣᠴᠢᠭᠠᠳ ᠨᠡᠬᠡᠶ᠎ᠡ︕
ᠲᠡᠢᠨ ᠢᠯᠭᠠᠯ ᠲᠣᠷᠰᠢᠯᠲᠠ(fvs only) ᠢ᠋ᠶ᠋ᠡᠷ ᠢ᠋ᠶ᠋ᠡᠨ ᠢ᠋ ᠢ᠌ ᠤ᠋ ᠤ᠌ ᠤ᠋ᠨ ᠤ᠋ᠳ
ᠲᠡᠢᠨ ᠢᠯᠭᠠᠯ ᠲᠣᠷᠰᠢᠯᠲᠠ(nnbsp only)  ᠢᠶᠡᠷ ᠢᠶᠡᠨ ᠢ  ᠢ᠌ ᠤ  ᠤ᠌ ᠤᠨ  ᠤᠳ
ᠲᠡᠢᠨ ᠢᠯᠭᠠᠯ ᠲᠣᠷᠰᠢᠯᠲᠠ(nnbsp+fvs) ᠢ᠋ᠶ᠋ᠡᠷ ᠢ᠋ᠶ᠋ᠡᠨ ᠢ᠋ ᠢ᠌ ᠤ᠋ ᠤ᠌ ᠤ᠋ᠨ ᠤ᠋ᠳ
ᠬᠠᠮᠠᠷ ᠯᠣᠳᠤᠨ ᠤ ᠡᠨᠡ ᠶᠠᠪᠤᠭ᠎ᠠ ᠨᠠᠰᠤᠨ ᠳᠠᠭᠠᠨ ᠳᠠᠳᠮᠠᠭᠠᠢᠷᠠᠵᠤ ᠴᠠᠭᠠᠷᠠᠭᠰᠠᠨ ᠠᠵᠢᠯ ᠭᠡᠪᠡᠯ ᠭᠠᠭᠴᠠ ᠯᠠ ᠮᠣᠳᠤ᠃ ᠬᠠᠷᠠᠬᠠᠨ ᠪᠠᠭ᠎ᠠ ᠡᠴᠡ ᠪᠠᠨ ᠡᠷᠭᠦᠭᠰᠡᠨ ᠡᠴᠢᠭᠡ ᠮᠣᠳᠤᠴᠢᠨ ᠯᠣᠷᠤᠢ ᠪᠠᠨ ᠳᠠᠭᠠᠵᠤ᠂ ᠥᠨᠥᠳᠦᠷ ᠡᠨᠡ ᠯᠤᠤᠭᠠᠷ ᠤᠨ ᠬᠠᠰᠠᠭ ᠢ ᠰᠢᠭᠠᠵᠤ ᠲᠣᠪᠬᠢᠭᠠᠳ ᠠᠳᠭᠤ ᠳᠠᠪᠤᠰᠤ ᠠᠮᠠ ᠳᠠᠪᠤᠤ ᠣᠯᠵᠤ᠂ ᠮᠠᠷᠭᠠᠰᠢ ᠲᠡᠷᠡ ᠠᠢᠯ ᠤᠨ ᠪᠠᠯᠪᠠᠷᠬᠠᠢ ᠬᠠᠭᠠᠯᠭ᠎ᠠ ᠶᠢ ᠰᠡᠯᠪᠢᠵᠦ ᠡᠪᠯᠡᠭᠦᠯᠦᠭᠡᠳ᠂ ᠴᠠᠭᠠᠷᠢᠭ ᠴᠢᠰᠤ ᠴᠠᠭᠠᠰᠤᠨ ᠭᠦᠵᠡᠭᠡ ᠣᠯᠵᠤ ᠢᠳᠡᠳᠡᠭ ᠪᠠᠢᠵᠠᠢ᠃ ᠠᠪᠳᠠᠷ᠎ᠠ ᠱᠦᠭᠦᠢ᠂ ᠠᠷᠠᠯ ᠲᠡᠩᠬᠡᠯᠢᠭ ᠠᠷᠭᠠᠴᠠᠬᠤ ᠳᠡᠮ ᠲᠠᠢ ᠪᠣᠯᠤᠭᠠᠳ ᠢᠷᠡᠬᠦ ᠳᠦ ᠯᠣᠷᠤᠢ ᠡᠪᠦᠭᠡᠨ ᠯᠣᠳᠤᠨ ᠢ ᠬᠠᠶᠠᠭᠠᠳ ᠬᠣᠷᠤ᠎ᠠ ᠳᠠᠭᠤᠰᠴᠠᠢ᠃ ᠬᠡᠳᠦᠢ ᠡᠷ᠎ᠡ ᠶᠢᠨ ᠴᠡᠭᠡᠯ ᠳᠤ ᠬᠦᠷᠴᠦ ᠭᠠᠯ ᠭᠣᠯᠤᠮᠲᠠ ᠪᠠᠨ ᠵᠠᠯᠭᠠᠭᠰᠠᠨ ᠪᠣᠯᠪᠠᠴᠤ ᠤᠭᠤᠯᠢ ᠬᠢᠷᠦᠭᠡ᠂ ᠴᠦᠴᠡ ᠬᠠᠷᠤᠭᠤᠯ ᠢ ᠭᠠᠷᠭᠠᠪᠠᠯ᠂ ᠯᠣᠷᠤᠢ ᠡᠪᠦᠭᠡᠨ ᠲᠠᠰᠤᠷᠬᠠᠢ ᠪᠦᠷᠢᠶᠡᠰᠦ ᠬᠡᠮᠬᠡᠷᠬᠡᠢ ᠲᠣᠭᠤᠨᠤ ᠴᠤ ᠦᠯᠡᠳᠡᠭᠡᠵᠦ ᠥᠭᠭᠦᠭᠰᠡᠨ ᠦᠭᠡᠢ ᠲᠤᠯᠠ ᠮᠥᠨ ᠯᠡ ᠲᠡᠨᠦᠭᠦᠯ ᠠᠮᠢᠳᠤᠷᠠᠯ ᠢᠶᠡᠨ ᠦᠷᠭᠦᠯᠵᠢᠯᠡᠭᠦᠯᠵᠦ ᠪᠠᠢᠭᠰᠠᠨ᠃ ᠭᠡᠳᠡᠰᠦᠨ ᠳᠡᠭᠡᠨ ᠵᠥᠪ ᠦᠭᠡᠢ ᠯᠣᠳᠤᠨ ᠭᠡᠷ ᠲᠥᠪᠬᠢᠨᠡᠵᠦ ᠭᠡᠷᠭᠡᠢ ᠪᠠᠭᠤᠯᠭᠠᠬᠤ ᠨᠢ ᠶᠣᠰᠤᠲᠠᠢ ᠬᠣᠭᠤᠰᠤᠨ ᠰᠠᠨᠠᠭ᠎ᠠ ᠪᠢᠵᠡ᠃ ᠬᠠᠪᠢ ᠲᠥᠰᠦᠷ ᠲᠦ ᠮᠣᠳᠤᠴᠢᠨ ᠭᠡᠪᠡᠯ ᠭᠠᠭᠴᠠᠬᠠᠨ ᠬᠠᠮᠠᠷ ᠯᠣᠳᠤᠨ ᠪᠣᠯᠬᠤ ᠳᠠᠭᠠᠨ ᠮᠥᠷᠦ ᠪᠡᠨ ᠵᠦᠳᠡᠭᠦᠦ ᠪᠥᠭᠯᠡᠵᠦ᠂ ᠴᠣ ᠴᠢᠮᠠᠢ ᠠᠮᠢᠳᠤᠷᠠᠵᠤ ᠪᠠᠢᠵᠠᠢ᠃
ᠤᠯᠠᠭᠠᠭᠴᠢᠨ ᠭᠠᠬᠠᠢ ᠵᠢᠯ ᠦᠨ ᠬᠠᠪᠤᠷ ᠬᠠᠮᠠᠷ ᠯᠣᠳᠤᠨ ᠪᠦᠬᠦᠯᠢ ᠰᠢᠭᠦᠰᠦᠨ ᠦ ᠠᠮᠠ ᠰᠢᠷᠡᠭᠡ ᠬᠢᠬᠦ ᠠᠯᠪᠠ ᠳᠤ ᠪᠠᠷᠢᠭᠳᠠᠭᠠᠳ᠂ ᠬᠣᠰᠢᠭᠤ ᠶᠠᠮᠤᠨ ᠳᠡᠭᠡᠷ᠎ᠡ ᠲᠡᠪᠡᠷᠢᠮ᠎ᠡ ᠪᠦᠳᠦᠭᠦᠨ ᠠᠭᠠᠷᠤ ᠵᠦᠰᠦᠵᠦ ᠪᠠᠢᠲᠠᠯ᠎ᠠ᠂«ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠮᠠᠨᠳᠤᠵᠤ ᠭᠡᠭᠡᠨ ᠲᠤᠭ ᠨᠢ ᠬᠡᠢᠰᠴᠦ ᠪᠠᠢᠬᠤ» ᠵᠢᠷᠦᠬᠡ ᠳᠣᠩᠰᠤᠯᠭᠠᠮ᠎ᠠ ᠴᠢᠮᠡᠭᠡ ᠤᠯᠠᠮᠵᠢᠯᠠᠭᠳᠠᠨ ᠢᠷᠡᠵᠡᠢ᠃ ᠬᠣᠰᠢᠭᠤ ᠳᠠᠶᠠᠩ ᠳᠠᠭᠠᠨ᠂ ᠬᠡᠯᠡᠪᠡᠯ ᠮᠢᠨᠦ ᠵᠣᠷᠢᠭ ᠬᠡᠢᠰᠭᠡᠪᠡᠯ ᠲᠡᠭᠷᠢ ᠶᠢᠨ ᠵᠣᠷᠢᠭ ᠭᠡᠵᠦ ᠰᠡᠷᠬᠡᠢᠵᠦ ᠶᠠᠪᠤᠭᠰᠠᠨ ᠠᠮᠪᠠᠨ ᠨᠣᠶᠠᠨᠲᠠᠨ ᠡᠳᠦᠷ ᠰᠥᠨᠢ ᠶᠢᠨ ᠬᠣᠭᠤᠷᠤᠨᠳᠤ᠂ ᠪᠢᠯᠢᠭ ᠤᠬᠠᠭᠠᠨ ᠨᠢ ᠪᠡᠶ᠎ᠡ ᠡᠴᠡ ᠪᠡᠨ ᠰᠠᠯᠵᠤ᠂ ᠵᠠᠩᠭᠢ ᠵᠠᠯᠠᠨ ᠢᠶᠡᠨ ᠴᠤᠭᠯᠠᠭᠤᠯᠤᠨ ᠬᠥᠯ ᠪᠣᠯᠬᠤ ᠳᠤ ᠬᠠᠮᠠᠷ ᠯᠣᠳᠤᠨ ᠬᠠᠷᠢᠨ ᠦᠢᠮᠡᠭᠡᠨ ᠢ ᠵᠠᠪᠳᠤᠨ ᠰᠥᠨᠢ ᠪᠡᠷ ᠠᠷᠢᠯᠵᠠᠢ᠃
ᠶᠠᠮᠤᠨ ᠳᠡᠭᠡᠷ᠎ᠡ ᠬᠣᠰᠢᠭᠤ ᠠᠷᠠᠳ ᠤᠨ ᠵᠠᠰᠠᠭ ᠪᠠᠢᠭᠤᠯᠤᠭᠳᠠᠪᠠ᠃ ᠬᠠᠮᠠᠷ ᠯᠣᠳᠤᠨ ᠬᠠᠷᠠᠴᠤ ᠠᠷᠠᠳ ᠤᠨ ᠲᠥᠯ᠂ ᠶᠠᠳᠠᠭᠤ ᠨᠢᠴᠦᠭᠦᠨ ᠦᠨᠳᠦᠰᠦᠨ ᠮᠠᠯᠴᠢᠨ ᠲᠤᠯᠠ ᠲᠠᠪᠤᠨ ᠬᠠᠨ᠎ᠠ ᠲᠠᠢ ᠴᠣ ᠰᠢᠨ᠎ᠡ ᠭᠡᠷ᠂ ᠲᠠᠪᠤ ᠠᠷᠪᠠᠨ ᠮᠠᠯ ᠢᠳᠡᠭᠡ ᠲᠠᠢ ᠲᠡᠳᠭᠦᠮᠵᠢ ᠣᠯᠭᠤᠨ᠎ᠠ ᠭᠡᠵᠦ ᠵᠠᠰᠠᠭ ᠤᠨ ᠣᠷᠳᠤᠨ ᠲᠣᠭᠲᠠᠭᠠᠵᠠᠢ᠃ ᠡᠨᠡ ᠴᠢᠮᠡᠭᠡ ᠪᠡᠷ ᠬᠠᠮᠠᠷ ᠯᠣᠳᠤᠨ ᠲᠠᠪᠲᠤᠷ ᠠᠯᠳᠠᠵᠤ ᠣᠷᠭᠤᠭᠠᠳ ᠭᠦᠶᠦᠴᠢᠬᠡᠮᠡᠷ ᠰᠠᠨᠠᠭᠳᠠᠪᠠ᠃ ᠬᠠᠭᠠᠰ ᠨᠠᠰᠤ ᠶᠢ ᠲᠡᠨᠦᠵᠦ ᠥᠩᠭᠡᠷᠡᠭᠡᠨ᠂ ᠰᠠᠨᠠᠭ᠎ᠠ ᠪᠡᠷ ᠢᠶᠡᠨ ᠰᠠᠪᠠᠵᠤ ᠵᠢᠯᠤᠭᠤ ᠪᠠᠷ ᠢᠶᠡᠨ ᠭᠤᠶᠠᠳᠠᠭᠠᠳ᠂ ᠬᠠᠩᠭᠠᠯ ᠵᠠᠳᠠᠭᠠᠢ ᠰᠤᠷᠴᠢᠬᠠᠭᠰᠠᠨ ᠶᠤᠮ ᠴᠢᠨᠢ᠂ ᠭᠡᠳᠡᠰᠦ ᠴᠠᠳᠪᠠᠯ ᠪᠠᠶᠠᠨ᠂ ᠬᠡᠰᠦᠵᠦ ᠲᠣᠭᠤᠷᠢᠪᠠᠯ ᠪᠤᠶᠠᠨ᠃ ᠮᠠᠯ ᠢᠳᠡᠭᠡ ᠲᠠᠢ ᠨᠣᠴᠤᠯᠳᠤᠨ᠎ᠠ᠂ ᠭᠡᠷ ᠲᠡᠷᠭᠡ ᠳᠣᠳᠤᠮᠳᠠᠨ᠎ᠠ ᠭᠡᠳ ᠬᠠᠷ᠎ᠠ ᠶᠠᠷᠰᠢᠭ᠂ ᠬᠠᠢᠷᠠᠨ ᠪᠡᠶ᠎ᠡ ᠪᠡᠨ ᠠᠷᠭᠠᠮᠵᠢᠭᠤᠯᠬᠤ ᠪᠠᠨ ᠪᠣᠯᠢᠶ᠎ᠠ︕ ᠭᠡᠵᠦ ᠲᠡᠷᠡ ᠪᠣᠳᠤᠵᠠᠢ᠃

网站首页